ᠠᠯᠭᠱᠠ ᠠᠶᠢᠮᠠᠭ  ᠤᠨ ᠣᠨ ᠤ ᠲᠣᠯᠢ ( 2015 ᠣᠨ ᠤ ᠡᠮᠬᠢᠳᠭᠡᠯ ) ᠨᠣᠣᠷᠠᠭ ᠲᠡᠭᠦᠰᠭᠡᠬᠦ ᠠᠵᠢᠯ  ᠢ ᠪᠡᠶᠡᠯᠡᠭᠦᠯᠪᠡ
ᠦᠪᠦᠷ ᠮᠣᠩᠭᠣᠯ ᠤᠨ ᠦᠪᠡᠷᠲᠡᠭᠡᠨ ᠵᠠᠰᠠᠬᠣ ᠣᠷᠣᠨ ᠤ ᠣᠷᠣᠨ ᠨᠤᠲᠤᠭ ᠤᠨ ᠲᠡᠮᠲᠡᠭᠯᠡᠯ  ᠦᠨ ᠠᠯᠪᠠᠨ ᠭᠡᠷ
“ ᠨᠢᠭᠡ ᠵᠢᠯ ᠨᠢᠭᠡ ᠲᠣᠯᠢ᠂ ᠲᠤᠰ ᠵᠢᠯ ᠳᠦ ᠬᠡᠪᠯᠡᠬᠦ᠂ ᠢᠯᠡ ᠲᠠᠷᠬᠠᠭᠠᠬᠤ ” ᠣᠨ  ᠤ ᠲᠣᠯᠢ ᠠᠵᠢᠯ ᠤᠨ ᠰᠢᠨ᠎ᠡ
ᠱᠠᠭᠠᠷᠳᠠᠯᠭ᠎ᠠ  ᠶᠢ ᠦᠨᠳᠦᠰᠦᠯᠡᠵᠦ᠂ 2012 ᠣᠨ   ᠠᠴᠠ ᠡᠬᠢᠯᠡᠵᠦ᠂ << ᠠᠯᠭᠱᠠ ᠠᠶᠢᠮᠠᠭ  ᠤᠨ ᠣᠨ ᠤ ᠲᠣᠯᠢ >>
ᠦᠩᠭᠡᠷᠡᠭᠰᠡᠨ ᠦ ᠌᠌ “ ᠬᠣᠶᠠᠷ ᠵᠢᠯ ᠨᠢᠭᠡ ᠲᠣᠯᠢ”  ᠠᠴᠠ “ ᠨᠢᠭᠡ ᠵᠢᠯ ᠨᠢᠭᠡ ᠲᠣᠯᠢ” ᠪᠣᠯᠪᠠ᠃ ᠵᠢᠯ ᠪᠦᠷᠢ ᠣᠨ ᠤ
ᠲᠣᠯᠢ  ᠶᠢᠨ ᠨᠣᠣᠷᠠᠭ ᠡᠮᠬᠢᠯᠡᠬᠦ ᠪᠠ ᠬᠢᠨᠠᠵᠤ ᠨᠠᠶᠢᠷᠠᠭᠤᠯᠬᠤ ᠠᠵᠢᠯ  ᠤᠨ ᠠᠵᠢᠯ ᠤᠨ ᠬᠡᠮᠵᠢᠶ᠎ᠡ ᠶᠡᠬᠡ᠂
ᠬᠦᠴᠢᠷ  ᠦᠨ ᠬᠡᠮᠵᠢᠶ᠎ᠡ ᠦᠨᠳᠦᠷ  ᠠᠴᠠ ᠪᠣᠯᠵᠤ ᠂ 2016 ᠣᠨ  ᠳᠤ ᠣᠨ ᠤ ᠲᠣᠯᠢ  ᠶᠢᠨ ᠨᠣᠣᠷᠠᠭ ᠬᠤᠷᠢᠶᠠᠬᠤ
     ᠠᠵᠢᠯ᠂ ᠨᠠᠶᠢᠷᠠᠭᠤᠯᠵᠤ ᠪᠢᠴᠢᠭᠯᠡᠬᠦ ᠠᠵᠢᠯ ᠤᠨ ᠠᠬᠢᠴᠠ  ᠶᠢ ᠪᠠᠲᠤᠯᠠᠵᠤ᠂ ᠠᠯᠭᠱᠠ ᠠᠶᠢᠮᠠᠭ  ᠤᠨ ᠳᠠᠩᠰᠠ ᠡᠪᠬᠡᠮᠡᠯ
ᠲᠡᠦᠬᠡ ᠲᠡᠮᠲᠡᠭᠯᠡᠯ  ᠦᠨ ᠲᠣᠪᠴᠢᠶ᠎ᠠ  ᠶᠢᠨ ᠤᠳᠤᠷᠢᠳᠬᠤ ᠪᠠᠭ ᠠᠵᠢᠯᠲᠡᠨ  ᠤ ᠬᠤᠪᠢᠷᠢᠶᠠᠯᠠᠯᠲᠠ  ᠪᠠᠨ
ᠡᠷᠲᠡᠬᠡᠨ ᠵᠣᠬᠢᠴᠠᠭᠤᠯᠬᠤ᠂ ᠠᠵᠢᠯ ᠤᠨ ᠬᠠᠷᠠᠯᠲᠠ ᠡᠭᠦᠷᠭᠡ  ᠪᠡᠨ ᠨᠠᠶᠢᠳᠠᠪᠦᠷᠢᠵᠢᠭᠤᠯᠬᠤ᠂ ᠡᠯ᠎ᠡ
ᠨᠣᠣᠷᠠᠭ ᠡᠮᠬᠢᠯᠡᠬᠦ ᠨᠢᠭᠡᠴᠡ  ᠶᠢᠨ
     ᠬᠣᠭᠤᠷᠤᠨᠳᠤ ᠪᠠᠨ ᠨᠡᠪᠲᠡᠷᠡᠯᠴᠡᠬᠦ  ᠪᠡᠨ ᠴᠢᠩᠭᠠᠳᠭᠠᠬᠤ᠂ ᠤᠲᠠᠰᠤ ᠰᠢᠮᠲᠠᠭᠤᠯᠬᠤ ᠢᠮᠧᠯ ᠵᠡᠷᠭᠡ ᠬᠡᠯᠪᠡᠷᠢ
 ᠪᠡᠷ ᠳᠠᠮᠵᠢᠨ ᠡᠬᠡ ᠪᠢᠴᠢᠭ ᠲᠣᠭᠤᠷᠪᠢᠬᠤ  ᠳᠠᠭᠠᠨ ᠴᠢᠨᠠᠷ ᠲᠠᠢ ᠴᠠᠭ ᠲᠠᠭᠠᠨ ᠲᠤᠰᠢᠶᠠᠬᠤ  ᠶᠢ ᠪᠠᠳᠦᠯᠠᠪᠠ᠃
7 ᠰᠠᠷ᠎ᠠ ᠶᠢᠨ 7 ᠪᠣᠯᠲᠠᠯ᠎ᠠ ᠡᠯ᠎ᠡ ᠡᠬᠡ ᠪᠢᠴᠢᠭ ᠵᠣᠬᠢᠶᠠᠨ ᠪᠠᠶᠢᠭᠤᠯᠬᠤ ᠨᠢᠭᠡᠴᠡ ᠶᠢᠨ ᠡᠬᠡ ᠪᠢᠴᠢᠭ 139 ᠬᠠᠭᠤᠳᠠᠰᠤ᠂
ᠡᠯ᠎ᠡ ᠬᠣᠭᠤᠴᠠᠭᠠᠨ  ᠤ ᠣᠨ ᠤ ᠲᠣᠯᠢ ᠨᠠᠶᠢᠷᠠᠭᠤᠯᠵᠤ ᠵᠣᠭᠢᠶᠠᠬᠤ ᠳᠤ ᠡᠬᠡ ᠪᠢᠴᠢᠭ ᠬᠤᠷᠢᠶᠠᠬᠤ ᠡᠭᠦᠷᠭᠡ
 ᠪᠠᠨ ᠬᠠᠮᠤᠭ ᠤᠨ ᠡᠷᠲᠡ ᠪᠡᠶᠡᠯᠡᠭᠦᠯᠦᠭᠰᠡᠨ ᠨᠢᠭᠡ ᠵᠢᠯ ᠪᠣᠯᠣᠨ᠎ᠠ᠃