ᠦᠪᠦᠷ ᠮᠣᠩᠭᠣᠯ ᠤᠨ ᠦᠪᠡᠷᠲᠡᠭᠡᠨ ᠵᠠᠰᠠᠬᠣ ᠣᠷᠣᠨ ᠤ ᠳᠠᠩᠰᠠ ᠡᠪᠬᠡᠮᠡᠯ ᠤᠨ ᠲᠣᠪᠴᠢᠶᠠᠨ ᠤ ( ᠭᠡᠷ)  ᠪᠠᠶᠢᠭᠣᠯᠣᠮᠵᠢ ᠶᠢᠨ ᠪᠠᠶᠢᠷᠢᠱᠢᠭᠣᠯᠣᠯ
ᠦᠪᠦᠷ ᠮᠣᠩᠭᠣᠯ ᠤᠨ ᠦᠪᠡᠷᠲᠡᠭᠡᠨ ᠵᠠᠰᠠᠬᠤ ᠣᠷᠣᠨ ᠤ  ᠳᠠᠩᠰᠠ ᠡᠪᠬᠡᠮᠡᠯ ᠤᠨ ᠲᠣᠪᠴᠢᠶᠠᠨ ( ᠭᠡᠷ) ᠤ
ᠨᠡᠶᠢᠲᠡ ᠶᠢᠨ ᠠᠵᠢᠯ ᠦᠢᠯᠡᠰ ᠦᠨ ᠨᠢᠭᠡᠴᠢ 3
     ᠪᠠᠶᠢᠨ᠎ᠠ
     ᠨᠢᠭᠡ᠄ᠦᠪᠦᠷ ᠮᠣᠩᠭᠣᠯ ᠤᠨ ᠦᠪᠡᠷᠲᠡᠭᠡᠨ ᠵᠠᠰᠠᠬᠣ ᠣᠷᠣᠨ ᠤ ᠳᠠᠩᠰᠠ ᠡᠪᠬᠡᠮᠡᠯ ᠤᠨ ᠲᠣᠪᠴᠢᠶ᠎ᠠ (
     ᠭᠡᠷ) ᠦᠪᠦᠷ ᠮᠣᠩᠭᠣᠯ ᠤᠨ ᠦᠪᠡᠷᠲᠡᠭᠡᠨ ᠵᠠᠰᠠᠬᠣ ᠣᠷᠣᠨ ᠤ ᠳᠠᠩᠰᠠ ᠡᠪᠬᠡᠮᠡᠯ ᠤᠨ ᠲᠣᠪᠴᠢᠶ᠎ᠠ( ᠭᠡᠷ) ᠪᠣᠯ ᠦᠪᠡᠷᠲᠡᠭᠡᠨ
ᠵᠠᠰᠠᠬᠣ ᠣᠷᠣᠨ ᠤ ᠨᠠᠮ ᠤᠨ ᠬᠣᠷᠢᠶᠠᠨ ᠤ ᠠᠯᠪᠠᠨ ᠲᠢᠩᠬᠢᠮ ᠳ᠋ᠦ ᠱᠢᠭᠣᠳ ᠬᠠᠷᠢᠶᠠᠯᠠᠭᠳᠠᠬᠤ ᠭᠣᠣᠯ ᠲᠢᠩᠬᠢᠮ
ᠵᠡᠷᠭᠡ ᠶᠢᠨ ᠠᠳᠠᠯᠢ ᠠᠵᠢᠯ ᠲᠦᠷᠦᠯ  ᠶᠢᠨ ᠨᠢᠭᠡᠴᠢ ᠪᠣᠯᠣᠨ᠎ᠠ᠃ ᠳᠣᠲᠦᠷ᠎ᠠ ᠨᠢ ᠭᠠᠵᠠᠷ  ᠳᠡᠰ   ᠶᠢᠨ
ᠵᠡᠷᠭᠡ ᠶᠢᠨ ᠪᠠᠶᠢᠭᠣᠯᠣᠮᠵᠢᠢ11 ᠪᠠᠶᠢᠨ᠎ᠠ᠄ ᠠᠯᠪᠠᠨ ᠲᠢᠩᠬᠢᠮ᠂ ᠠᠵᠢᠯᠲᠡᠨ  ᠦ ᠰᠤᠷᠭᠠᠨ ᠬᠦᠮᠦᠵᠢᠯ  ᠶᠢᠨ
ᠭᠠᠵᠠᠷ᠂ ᠬᠠᠤᠤᠯᠢ ᠳᠦᠷᠢᠮ  ᠶᠢᠨ ᠭᠠᠵᠠᠷ᠂ᠳᠠᠩᠰᠠ ᠡᠪᠬᠡᠮᠡᠯ ᠶᠢ ᠬᠠᠮᠢᠶᠠᠷᠠᠬᠤ ᠲᠤᠬᠠᠶᠢᠯᠠᠭᠰᠠᠨ
ᠠᠵᠢᠯ ᠶᠢ ᠵᠢᠭᠠᠨ ᠵᠢᠯᠣᠭᠣᠳᠬᠤ ᠭᠠᠵᠠᠷ᠂ ᠠᠵᠤ ᠠᠬᠤᠢ ᠶᠢᠨ ᠳᠠᠩᠰᠠ ᠡᠪᠬᠡᠮᠡᠯ  ᠤᠨ ᠲᠤᠬᠠᠶᠢᠯᠠᠭᠰᠠᠨ
ᠠᠵᠢᠯ ᠶᠢ ᠬᠢᠨᠠᠵᠤ ᠵᠢᠯᠣᠭᠣᠳᠬᠤ ᠭᠠᠵᠠᠷ᠂ᠮᠣᠩᠭᠣᠯ ᠳᠠᠩᠰᠠ ᠡᠪᠬᠡᠮᠡᠯ  ᠤᠨ ᠬᠡᠰᠡᠭ᠂ ᠰᠢᠨᠵᠢᠯᠡᠭᠡ
ᠮᠡᠷᠭᠡᠵᠢᠯ ᠦᠨ ᠬᠡᠰᠡᠭ︵ ᠭᠠᠳᠠᠭᠠᠳᠤ  ᠳᠦ ᠬᠠᠨᠳᠤᠭᠤᠯᠤᠭᠰᠠᠨ ᠮᠡᠷᠭᠡᠵᠢᠯ ᠦᠨ ᠦᠢᠯᠡᠴᠢᠯᠡᠭᠡᠨ  ᠤ
ᠲᠦᠪ︶ ᠂ ᠴᠢᠮᠡᠭᠡ ᠵᠠᠩᠬᠢ ᠶᠢᠨ ᠮᠡᠷᠭᠡᠵᠢᠯ ᠦᠨ ᠭᠠᠵᠠᠷ᠂ ᠬᠠᠳᠠᠭᠠᠯᠠᠨ ᠬᠠᠮᠢᠶᠠᠷᠬᠤ ᠠᠰᠢᠭᠯᠠᠬᠤ ᠬᠡᠰᠡᠭ᠂
ᠭᠠᠷᠴᠠᠭ ᠨᠠᠶᠢᠷᠠᠭᠤᠯᠤᠨ ᠰᠣᠳᠣᠯᠠᠬᠤ ᠬᠡᠰᠡᠭ ︵ ᠦᠪᠡᠷᠲᠡᠭᠡᠨ ᠵᠠᠰᠠᠬᠣ ᠣᠷᠣᠨ   ᠤ ᠰᠣᠳᠤᠯᠬᠤ ᠬᠦᠷᠢᠶᠡᠯᠡᠩ ᠦᠨ
ᠫᠠᠶᠢᠰᠠ ᠡᠯᠭᠦᠨ᠎ᠡ ︶ ᠃ ᠬᠢᠨᠠᠨ ᠳᠣᠭᠲᠠᠭᠠᠭᠰᠠᠨ ᠠᠵᠢᠯ ᠦᠢᠯᠡᠰ ᠦᠨ ᠣᠷᠣᠨ ᠲᠣᠭ᠎ᠠ107 ᠨᠡᠷ᠎ᠡ᠃ᠬᠢᠨᠠᠨ ᠳᠣᠭᠲᠠᠭᠠᠭᠰᠠᠨ
ᠲᠢᠩᠬᠢᠮ ᠵᠡᠷᠭᠡ ᠶᠢᠨ ᠤᠳᠤᠷᠢᠳᠬᠤ ᠲᠤᠰᠢᠶᠠᠯᠲᠠᠨ  ᠤ ᠲᠣᠭ᠎ᠠ  4 ᠨᠡᠷ᠎ᠡ︵ ᠭᠣᠣᠯ1, ᠳᠡᠳ᠋ 3 ︶ ᠂ ᠭᠠᠵᠠᠷ  ᠳᠡᠰ   ᠶᠢᠨ
ᠤᠳᠤᠷᠢᠳᠬᠤ ᠲᠤᠰᠢᠶᠠᠯᠲᠠᠨ  ᠤ ᠲᠣᠭ᠎ᠠ 27 ᠨᠡᠷ᠎ᠡ︵ ᠭᠣᠣᠯ12, ᠳᠡᠳ᠋ 15 ︶ ᠃ ᠵᠠᠷᠤᠳᠠᠯ  ᠤᠨ ᠬᠡᠯᠪᠡᠷᠢ  ᠶᠢ ᠪᠦᠬᠦ
ᠲᠣᠭ᠎ᠠ ᠵᠣᠭᠣᠰ ᠰᠠᠯᠭᠠᠨ
     ᠥᠭᠬᠦᠨ᠎ᠡ᠃