ᠲᠠᠪᠤᠳᠤᠭᠠᠷ ᠪᠦᠯᠦᠭ ᠬᠠᠤᠯᠢ ᠶᠢᠨ ᠬᠠᠷᠢᠭᠤᠴᠠᠯᠭ᠎ᠠ
ᠬᠣᠷᠢᠨ ᠳᠦᠷᠪᠡᠳᠦᠭᠡᠷ ᠵᠣᠷᠪᠤᠰ ᠳᠣᠣᠷ᠎ᠠ ᠵᠢᠭᠰᠠᠭᠠᠭᠰᠠᠨ ᠦᠢᠯᠡ ᠠᠵᠢᠯᠯᠠᠭ᠎ᠠ ᠶᠢᠨ ᠨᠢᠭᠡ ᠪᠠᠶᠢᠭᠰᠠᠭᠠᠷ᠂
ᠰᠢᠶᠠᠨ ᠤ ᠳᠡᠰ ᠡᠴᠡ ᠳᠡᠭᠡᠷᠡᠬᠢ ᠠᠷᠠᠳ ᠤᠨ ᠵᠠᠰᠠᠭ ᠤᠨ ᠣᠷᠳᠤᠨ ᠤ ᠳᠠᠩᠰᠠ ᠡᠪᠬᠡᠮᠡᠯ ᠦᠨ ᠵᠠᠰᠠᠭ ᠵᠠᠬᠢᠷᠭᠠᠨ ᠤ
ᠬᠠᠮᠢᠶᠠᠷᠤᠯᠲᠠ ᠶᠢᠨ ᠰᠠᠯᠠᠭ᠎ᠠ ᠮᠦᠴᠢᠷ᠂ ᠬᠣᠯᠪᠤᠭᠳᠠᠯ ᠪᠦᠬᠦᠢ ᠭᠣᠣᠯᠯᠠᠨ ᠬᠠᠮᠢᠶᠠᠷᠬᠤ ᠰᠠᠯᠠᠭ᠎ᠠ
ᠮᠦᠴᠢᠷ ᠡᠴᠡ ᠰᠢᠭᠤᠳ ᠬᠠᠷᠢᠭᠤᠴᠠᠬᠤ ᠭᠣᠣᠯ ᠬᠠᠮᠢᠶᠠᠷᠤᠭᠴᠢ ᠡᠰᠡᠪᠡᠯ ᠪᠣᠰᠤᠳ ᠰᠢᠭᠤᠳ ᠬᠠᠷᠢᠭᠤᠴᠠᠯᠭᠠᠲᠤ
ᠬᠦᠮᠦᠨ ᠭᠡᠰᠢᠭᠦᠨ ᠳᠦ ᠬᠠᠤᠯᠢ ᠶᠣᠰᠤᠭᠠᠷ ᠵᠠᠰᠠᠭ ᠵᠠᠬᠢᠷᠭᠠᠨ ᠦ ᠰᠢᠢᠳᠭᠡᠯ ᠥᠭᠭᠥ ︔ ᠶᠠᠯ᠎ᠠ ᠬᠢᠵᠦ ᠪᠦᠲᠦᠭᠰᠡᠨ
ᠨᠢ ᠬᠠᠤᠯᠢ ᠪᠠᠷ ᠡᠷᠡᠭᠦᠦ ᠶᠢᠨ ᠬᠠᠷᠢᠭᠤᠴᠠᠯᠠᠭ᠎ᠠ ᠨᠡᠬᠡᠮᠵᠢᠯᠡᠨ᠎ᠡ
     ︔ (1) ᠡᠪᠳᠡᠨ ᠰᠦᠢᠳᠭᠡᠬᠦ᠂ ᠤᠯᠤᠰ ᠳᠤ ᠬᠠᠷᠢᠶᠠᠯᠠᠭᠳᠠᠬᠤ ᠪᠦᠭᠦᠳᠡ ᠳᠠᠩᠰᠠ ᠡᠪᠬᠡᠮᠡᠯ ᠢ ᠠᠯᠳᠠᠬᠤ
     ︔ (2) ᠤᠯᠤᠰ ᠲᠤ ᠬᠠᠷᠢᠶᠠᠯᠠᠭᠳᠠᠬᠤ ᠳᠠᠩᠰᠠ ᠡᠪᠬᠡᠮᠡᠯ ᠢ ᠳᠤᠷ᠎ᠠ ᠪᠠᠷ ᠬᠠᠩᠭᠠᠬᠤ᠂ ᠬᠠᠭᠤᠯᠬᠤ᠂ ᠨᠡᠶᠢᠳᠡᠯᠡᠬᠦ᠂
ᠤᠰᠠᠳᠭᠠᠬᠤ
     ︔ (3) ᠪᠠᠯᠠᠯᠤᠨ ᠵᠠᠰᠠᠬᠤ᠂ ᠳᠠᠩᠰᠠ ᠡᠪᠬᠡᠮᠡᠯ ᠢ ᠬᠠᠭᠤᠷᠮᠠᠭ ᠢᠶᠠᠷ ᠵᠣᠬᠢᠶᠠᠬᠤ
     ︔ (4) ᠲᠤᠰ ᠬᠠᠤᠯᠢ ᠶᠢᠨ ᠠᠷᠪᠠᠨ ᠵᠢᠷᠭᠤᠳᠤᠭᠠᠷ ᠵᠣᠷᠪᠤᠰ᠂ ᠠᠷᠪᠠᠨ ᠳᠣᠯᠤᠳᠤᠭᠠᠷ ᠵᠣᠷᠪᠤᠰ ᠤᠨ ᠲᠣᠭᠲᠠᠭᠠᠯ ᠢ
ᠵᠦᠷᠢᠴᠡᠬᠦ᠂ ᠳᠠᠩᠰᠠ ᠡᠪᠬᠡᠮᠡᠯ ᠢ ᠳᠤᠷ᠎ᠠ ᠪᠠᠷ ᠬᠤᠳᠠᠯᠳᠤᠬᠤ ᠡᠰᠡᠪᠡᠯ ᠰᠢᠯᠵᠢᠭᠦᠯᠦᠨ ᠥᠭᠭᠥ
     ︔ (5) ᠠᠰᠢᠭ ᠬᠦᠭᠡᠭᠡᠴᠡᠯᠳᠦᠵᠤ ᠳᠠᠩᠰᠠ ᠡᠪᠬᠡᠮᠡᠯ ᠢ ᠬᠤᠳᠠᠯᠳᠤᠬᠤ ᠡᠰᠡᠪᠡᠯ ᠳᠠᠩᠰᠠ ᠡᠪᠬᠡᠮᠡᠯ ᠢ ᠭᠠᠳᠠᠭᠠᠳᠤ
ᠤᠯᠤᠰ ᠤᠨ ᠬᠦᠮᠦᠨ ᠳᠦ ᠬᠤᠳᠠᠯᠳᠤᠨ ᠥᠭᠭᠥ᠂ ᠪᠡᠯᠡᠭᠯᠡᠬᠦ
     ︔ (6) ᠲᠤᠰ ᠬᠠᠤᠯᠢ ᠶᠢᠨ ᠠᠷᠪᠠᠳᠤᠭᠠᠷ ᠵᠣᠷᠪᠤᠰ᠂ ᠠᠷᠪᠠᠨ ᠨᠢᠭᠡᠳᠦᠭᠡᠷ ᠵᠣᠷᠪᠤᠰ ᠤᠨ ᠲᠣᠭᠲᠠᠭᠠᠯ ᠢ ᠵᠦᠷᠢᠴᠡᠬᠦ᠂
ᠲᠣᠭᠲᠠᠭᠠᠯ ᠢ ᠦᠨᠳᠦᠰᠦᠯᠡᠵᠦ ᠳᠠᠩᠰᠠ ᠡᠪᠬᠡᠮᠡᠯ ᠳᠦ ᠣᠷᠤᠭᠤᠯᠬᠤ ᠦᠭᠡᠢ ᠡᠰᠡᠪᠡᠯ ᠳᠠᠩᠰᠠ ᠡᠪᠬᠡᠮᠡᠯ ᠢ
ᠴᠠᠭ ᠲᠠᠭᠠᠨ ᠰᠢᠯᠵᠢᠭᠦᠯᠦᠨ ᠲᠤᠰᠢᠶᠠᠬᠤ ᠦᠭᠡᠢ
     ︔ (7) ᠬᠠᠳᠠᠭᠠᠯᠠᠵᠤ ᠪᠠᠶᠢᠭ᠎ᠠ ᠳᠠᠩᠰᠠ ᠡᠪᠬᠡᠮᠡᠯ ᠠᠶᠤᠯ ᠲᠤᠯᠭᠠᠷᠠᠭᠰᠠᠨ ᠢ ᠮᠡᠳᠡᠵᠦ ᠪᠠᠶᠢᠭᠠᠳ ᠠᠷᠭ᠎ᠠ
ᠬᠡᠮᠵᠢᠶ᠎ᠡ ᠠᠪᠬᠤ ᠦᠭᠡᠢ᠂ ᠳᠠᠩᠰᠠ ᠡᠪᠬᠡᠮᠡᠯ ᠦᠨ ᠭᠠᠷᠤᠵᠠ ᠪᠣᠯᠭᠠᠬᠤ
     ︔ (8) ᠳᠠᠩᠰᠠ ᠡᠪᠬᠡᠮᠡᠯ ᠦᠨ ᠠᠵᠢᠯᠲᠠᠨ ᠲᠤᠰᠢᠶᠠᠯ ᠤᠨ ᠰᠠᠬᠢᠯᠭ᠎ᠠ ᠪᠠᠲᠤ ᠶᠢ ᠦᠯᠦ ᠬᠦᠨᠳᠦᠳᠭᠡᠬᠦ᠂ ᠳᠠᠩᠰᠠ
ᠡᠪᠬᠡᠮᠡᠯ ᠦᠨ ᠭᠠᠷᠤᠵᠠ ᠪᠣᠯᠭᠠᠬᠤ
     ︔ ᠳᠠᠩᠰᠠ ᠡᠪᠬᠡᠮᠡᠯ ᠦᠨ ᠭᠠᠵᠠᠷ ᠤᠨ ᠳᠠᠩᠰᠠ ᠡᠪᠬᠡᠮᠡᠯ ᠢ ᠠᠰᠢᠭᠯᠠᠬᠤ ᠳᠤᠮᠳᠠ᠂ ᠡᠮᠦᠨ᠎ᠡ ᠵᠣᠷᠪᠤᠰ ᠤᠨ
ᠨᠢᠭᠡᠳᠦᠭᠡᠷ ᠵᠦᠢᠯ᠂ ᠬᠣᠶᠠᠳᠤᠭᠠᠷ ᠵᠦᠢᠯ᠂ ᠭᠤᠷᠪᠠᠳᠤᠭᠠᠷ ᠵᠦᠢᠯ ᠦᠨ ᠬᠠᠤᠯᠢ ᠵᠦᠷᠢᠴᠡᠭᠰᠡᠨ ᠦᠢᠯᠡ ᠠᠵᠢᠯᠯᠠᠭ᠎ᠠ
ᠪᠠᠶᠢᠬᠤ ᠶᠢ ᠰᠢᠶᠠᠨ ᠤ ᠳᠡᠰ ᠳᠡᠭᠡᠷᠡᠬᠢ ᠠᠷᠠᠳ ᠤᠨ ᠵᠠᠰᠠᠭ ᠤᠨ ᠣᠷᠳᠦᠨ ᠤ ᠳᠠᠩᠰᠠ ᠡᠪᠬᠡᠮᠡᠯ ᠦᠨ ᠵᠠᠰᠠᠭ
ᠵᠠᠬᠢᠷᠭᠠᠨ ᠤ ᠬᠠᠮᠢᠶᠠᠷᠤᠯᠲᠠ ᠶᠢᠨ ᠰᠠᠯᠠᠭ᠎ᠠ ᠮᠦᠴᠢᠷ ᠦᠨ ᠰᠠᠨᠠᠭᠤᠯᠭ᠎ᠠ ᠥᠭᠭᠥ᠂ ᠵᠣᠭᠤᠰ ᠢᠶᠠᠷ
ᠲᠤᠷᠭᠠᠨ ᠰᠢᠢᠳᠭᠡᠵᠦ ᠪᠣᠯᠤᠨ᠎ᠠ ︔ ᠭᠠᠷᠤᠵᠠ ᠪᠣᠯᠭᠠᠭᠰᠠᠨ ᠢ ᠬᠣᠬᠢᠷᠠᠯ ᠢ ᠲᠦᠯᠦᠬᠦ ᠪᠡᠷ
     ᠠᠯᠪᠠᠳᠠᠨ᠎ᠠ᠃ ᠠᠵᠤ ᠠᠬᠤᠶᠢᠯᠠᠯ ᠠᠵᠢᠯ ᠦᠢᠯᠡᠰ ᠦᠨ ᠵᠣᠬᠢᠶᠠᠨ ᠪᠠᠶᠢᠭᠤᠯᠤᠯᠲᠠ ᠡᠰᠡᠪᠡᠯ ᠬᠤᠪᠢ ᠬᠦᠮᠦᠨ ᠨᠢᠭᠡᠳᠦᠭᠡᠷ
ᠵᠣᠷᠪᠤᠰ ᠤᠨ ᠳᠦᠷᠪᠡᠳᠦᠭᠡᠷ ᠵᠦᠢᠯ᠂ ᠲᠠᠪᠤᠳᠤᠭᠠᠷ ᠵᠦᠢᠯ ᠦᠨ ᠬᠠᠤᠯᠢ ᠵᠦᠷᠢᠴᠡᠭᠰᠡᠨ ᠦᠢᠯᠡ ᠠᠵᠢᠯᠯᠠᠭ᠎ᠠ
ᠪᠠᠶᠢᠬᠤ ᠶᠢ ᠰᠢᠶᠠᠨ ᠤ ᠳᠡᠰ ᠳᠡᠭᠡᠷᠡᠬᠢ ᠠᠷᠠᠳ ᠤᠨ ᠵᠠᠰᠠᠭ ᠤᠨ ᠣᠷᠳᠦᠨ ᠤ ᠳᠠᠩᠰᠠ ᠡᠪᠬᠡᠮᠡᠯ ᠦᠨ ᠵᠠᠰᠠᠭ
ᠵᠠᠬᠢᠷᠭᠠᠨ ᠤ ᠬᠠᠮᠢᠶᠠᠷᠤᠯᠲᠠ ᠶᠢᠨ ᠰᠠᠯᠠᠭ᠎ᠠ ᠮᠦᠴᠢᠷ ᠦᠨ ᠰᠠᠨᠠᠭᠤᠯᠭ᠎ᠠ ᠥᠭᠭᠥ᠂ ᠵᠣᠭᠤᠰ ᠢᠶᠠᠷ
ᠲᠤᠷᠭᠠᠨ ᠰᠢᠢᠳᠭᠡᠵᠦ ᠪᠣᠯᠤᠨ᠎ᠠ ︔ ᠬᠠᠤᠯᠢ ᠵᠦᠷᠢᠴᠡᠵᠦ ᠣᠯᠤᠭᠰᠨ ᠢ ᠬᠤᠷᠢᠶᠠᠨ ᠠᠪᠬᠤ ︔ ᠲᠤᠰ ᠬᠠᠤᠯᠢ ᠶᠢᠨ
ᠠᠷᠪᠠᠨ ᠵᠢᠷᠭᠤᠳᠦᠭᠠᠷ ᠵᠣᠷᠪᠣᠰ ᠤᠨ ᠲᠣᠭᠲᠠᠭᠠᠯ ᠶᠣᠰᠤᠭᠠᠷ ᠠᠯᠪᠠᠨ ᠳᠤ ᠬᠤᠳᠠᠯᠳᠤᠨ ᠠᠪᠬᠤ ᠡᠰᠡᠪᠡᠯ
ᠪᠡᠯᠡᠭᠯᠡᠭᠰᠡᠨ ᠳᠠᠩᠰᠠ
     ᠡᠪᠬᠡᠮᠡᠯ᠃ ᠬᠣᠷᠢᠨ ᠲᠠᠪᠤᠳᠤᠭᠠᠷ ᠵᠣᠷᠪᠤᠰ ᠳᠠᠩᠰᠠ ᠡᠪᠬᠡᠮᠡᠯ  ᠢ ᠳᠠᠭᠠᠯᠳᠤᠭᠤᠯᠤᠨ ᠬᠢᠯᠢ ᠡᠴᠡ ᠭᠠᠷᠬᠤ ᠶᠢ ᠬᠣᠷᠢᠭᠯᠠᠬᠤ
ᠡᠰᠡᠪᠡᠯ ᠳᠠᠷᠤᠮᠠᠯ ᠲᠢᠭ ᠦᠨ ᠬᠢᠯᠢ ᠡᠴᠡ ᠭᠠᠷᠬᠤ ᠶᠢ ᠪᠣᠭᠤᠮᠲᠠ ᠠᠴᠠ ᠬᠤᠷᠢᠶᠠᠨ ᠠᠪᠴᠤ ᠵᠣᠭᠤᠰ ᠢᠶᠠᠷ
ᠲᠤᠷᠭᠠᠨ ᠰᠢᠢᠳᠭᠡᠵᠦ ᠪᠣᠯᠤᠨ᠎ᠠ ︔ ᠬᠤᠷᠢᠶᠠᠨ ᠠᠪᠤᠭᠰᠠᠨ ᠳᠠᠩᠰᠠ ᠡᠪᠬᠡᠮᠡᠯ ᠡᠰᠡᠪᠡᠯ ᠳᠠᠷᠤᠮᠠᠯ ᠲᠢᠭ ᠢ
ᠳᠠᠩᠰᠠ ᠡᠪᠬᠡᠮᠡᠯ ᠦᠨ ᠵᠠᠰᠠᠭ ᠵᠠᠬᠢᠷᠭᠠᠨ ᠤ ᠬᠠᠮᠢᠶᠠᠷᠤᠯᠲᠠ ᠶᠢᠨ ᠰᠠᠯᠠᠭ᠎ᠠ ᠮᠦᠴᠢᠷ ᠳᠤ ᠰᠢᠯᠵᠢᠭᠦᠯᠦᠨ
ᠲᠤᠰᠢᠶᠠᠨ᠎ᠠ ︔ ᠶᠠᠯ᠎ᠠ ᠬᠢᠭᠰᠡᠨ ᠢ ᠬᠠᠤᠯᠢ ᠪᠠᠷ ᠡᠷᠡᠭᠦᠦ ᠶᠢᠨ ᠬᠠᠷᠢᠭᠤᠴᠠᠯᠭ᠎ᠠ ᠨᠡᠬᠡᠮᠵᠢᠯᠡᠨ᠎ᠡ᠃